ᠤᠯᠠᠭᠠᠨᠬᠠᠳᠠ ᠶᠢᠨ ᠳ᠋ᠦᠩ ᠯᠢ ᠢᠮᠠᠭᠠᠨ ᠨᠣᠣᠯᠤᠷ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠣᠯ ᠤᠯᠠᠭᠠᠨᠬᠠᠳ ᠠ ᠶᠢᠨ ᠳ᠋ᠦᠩ ᠷᠦᠩ ᠢᠮᠠᠭᠠᠨ ᠨᠣᠣᠯᠤᠷ ᠤᠨ ᠬᠥᠭᠵᠢᠭᠦᠯᠦᠯᠲᠡ ᠶᠢᠨ ( ᠪᠦᠯᠦᠭᠯᠡᠯ ) ᠬᠢᠵᠠᠭᠠᠷᠲᠤ ᠺᠣᠮᠫᠠᠨᠢ ( ᠳᠣᠷ ᠣᠭᠰᠢ ᠄ ᠳ᠋ᠦᠩ ᠷᠦᠩ ᠪᠦᠯᠦᠭᠯᠡᠯ ᠭᠡᠵᠦ ᠲᠣᠪᠴᠢᠯᠠᠨ᠎ᠠ ) ᠶᠢᠨ ᠳᠣᠣᠷ᠎ᠠ ᠪᠠᠶᠢᠭᠤᠯᠤᠭᠰᠠᠨ ᠪᠦᠷᠢᠨ ᠪᠡᠯᠡᠳᠦ ᠺᠣᠮᠫᠠᠨᠢ ᠪᠣᠯᠤᠨ᠎ᠠ ᠃ ᠪᠦᠯᠦᠭᠯᠡᠯ ᠦᠨ ᠬᠢᠨ ᠣᠳᠣ 1011 ᠠᠵᠢᠯᠲᠠᠨ ᠠᠵᠢᠯᠴᠢᠨ ᠲᠠᠶ ᠪᠣᠯᠵᠤ ᠂ ᠡᠵᠡᠯᠡᠬᠦ ᠲᠠᠯᠠᠪᠠᠢ ᠨᠢ 19.8 ᠲᠦᠮᠡᠨ ᠲᠡᠭᠰᠢ ᠳᠥᠷᠪᠡᠯᠵᠢᠨ ᠮᠧᠲ᠋ᠷ᠂ ᠪᠠᠷᠢᠯᠭ᠎ᠠ ᠶᠢᠨ ᠲᠠᠯᠠᠪᠠᠢ ᠨᠢ 4.85 ᠲᠦᠮᠡᠨ ᠲᠡᠭᠰᠢ ᠳᠥᠷᠪᠡᠯᠵᠢᠨ ᠮᠧᠲ᠋ᠷ᠂ ᠮᠠᠰᠢᠨ ᠪᠣᠯᠪᠠᠰᠤᠷᠠᠭᠤᠯᠬᠤ ᠲᠥᠬᠥᠭᠡᠷᠦᠮᠵᠢ ᠨᠢ 1848 ᠢᠵᠢ᠃ ᠭᠣᠣᠯᠳᠠᠭᠤ ᠢᠮᠠᠭᠠᠨ ᠨᠣᠣᠯᠤᠷ ᠬᠤᠳᠠᠯᠳᠤᠨ ᠠᠪᠬᠤ ᠠᠵᠢᠯ ᠬᠢᠵᠦ ᠂ ᠤᠰᠤ ᠤᠬᠢᠶᠠᠬᠤ ᠨᠣᠣᠯᠤᠷ ᠢ ᠪᠣᠯᠪᠠᠰᠤᠷᠠᠭᠤᠯᠤᠨ ᠦ ᠢᠯᠡᠳᠪᠦᠷᠢᠯᠡᠵᠦ ᠂ ᠨᠣᠣᠰᠣ ᠨᠣᠣᠯᠣᠭᠤᠷ ᠰᠠᠮᠨᠠᠵᠤ ᠂ ᠰᠡᠮᠡᠳᠡᠰᠦ ᠡᠭᠡᠷᠡᠭᠰᠡᠨ ᠢᠮᠠᠭᠠᠨ ᠨᠣᠯᠤᠸᠷ ᠤᠨ ᠬᠠᠨᠲᠠᠭᠠᠰᠤ᠂ ᠢᠮᠠᠭᠠᠨ ᠨᠣᠯᠤᠸᠷ ᠤᠨ ᠬᠦᠵᠦᠭᠦᠨ ᠦ ᠦᠢᠯᠡᠳᠪᠦᠷᠢᠯᠡᠯ᠂ ᠢᠮᠠᠭᠠᠨ ᠨᠣᠯᠤᠸᠷ ᠤᠨ ᠰᠠᠮᠨᠠᠬᠤ ᠲᠥᠬᠥᠭᠡᠷᠦᠮᠵᠢ ᠶᠢ ᠰᠤᠳᠤᠯᠤᠨ ᠨᠡᠭᠡᠭᠡᠨ᠎ᠡ᠃ ᠵᠢᠯ ᠳᠦ 750 ᠲᠣᠨ ᠨᠣᠸᠰᠣ ᠨᠣᠣᠰᠣ ᠪᠣᠯᠪᠠᠰᠤᠷᠠᠭᠤᠯᠬᠤ ᠂ ᠢᠮᠠᠭᠠᠨ ᠨᠣᠸᠯᠣᠭᠤᠷ ᠰᠠᠮᠠᠳᠠᠰᠣᠨ ᠤᠲᠠᠰᠤ 450 ᠲᠣᠨ ᠪᠠᠶᠢᠵᠤ ᠂ ᠢᠮᠠᠭᠠᠨ ᠨᠣᠣᠯᠣᠭᠤᠷ ᠬᠠᠨᠲᠠᠭᠠᠰᠤ 80 ᠲᠦᠮᠡᠨ ᠬᠤᠪᠢ ᠦᠢᠯ ᠡᠳᠪᠦᠷᠢᠯᠡᠵᠦ ᠂ ᠢᠮᠠᠭᠠᠨ ᠨᠣᠣᠯᠣᠭᠤᠷ ᠤᠨ ᠬᠦᠵᠦᠭᠦᠨ ᠦ ᠣᠷᠢᠶᠠᠯᠲᠠ 35 ᠲᠦᠮᠡᠨ ᠵᠤᠷᠪᠤᠰ ᠪᠠᠶᠢᠵᠤ ᠂ ᠪᠦᠲᠦᠭᠡᠭᠳᠡᠬᠦᠨ ᠢ ᠢᠲ᠋ᠠᠯᠢ ᠂ ᠰᠸᠢᠰ ᠂ ᠠᠩᠭᠯᠢ ᠂ ᠠᠮᠧᠷᠢᠺᠠ ᠂ ᠺᠠᠨᠠᠳᠠ ᠂ ᠭᠧᠷᠮᠠᠨ ᠂ ᠶᠠᠫᠣᠨ ᠪᠠ ᠰᠢᠶᠠᠩᠭᠠᠩ ᠵᠡᠷᠭᠡ ᠤᠯᠤᠰ ᠪᠠ ᠭᠠᠵᠠᠷ ᠣᠷᠣᠨ ᠳᠤ ᠪᠣᠷᠣᠯᠠᠭᠤᠯᠵᠤ ᠪᠠᠶᠢᠨ᠎ᠠ ᠃
ᠥᠪᠡᠷᠲᠡᠭᠡᠨ ᠵᠠᠰᠠᠬᠤ ᠣᠷᠣᠨ ᠤ ᠨᠣᠣᠯᠤᠷ ᠤᠨ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠰᠠᠨᠠᠯ ᠢ ᠪᠦᠬᠦ ᠲᠠᠯ ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ ᠂ ᠢᠮᠠᠭᠠᠨ ᠨᠣᠯᠤᠸᠷ ᠤᠨ ᠠᠵᠤ ᠦᠶᠯᠡᠰ ᠦᠨ ᠲᠠᠸᠠᠷ ᠤᠨ ᠲᠡᠮᠳᠡᠭ ᠦᠨ ᠨᠠᠷᠠᠲᠤ ᠲᠥᠷᠥᠯ ᠲᠡᠮᠳᠡᠭᠲᠦ ᠶᠢᠨ ᠬᠥᠭᠵᠢᠯᠲᠡ ᠪᠠ ᠬᠠᠮᠠᠭᠠᠯᠠᠯᠲᠠ ᠶᠢᠨ ᠡᠷᠴᠢᠮ ᠢ ᠴᠢᠩᠭᠠᠷᠠᠭᠤᠯᠵᠤ ᠂ ᠳ᠋ᠦᠩ ᠷᠦᠩ ᠪᠦᠯᠦᠭᠯᠡᠯ ᠳᠦ ᠣᠲᠣ ︽ ᠳ᠋ᠦᠩ ᠯᠢ ︾ ︽ ᠬᠠᠨ ᠱᠠᠨ ︾ ︽ ᠳ᠋ᠦᠩ ᠯᠢ ᠬᠣᠨᠢᠨ ᠲᠣᠯᠣᠭᠠᠶ ︾ ᠵᠡᠷᠭᠡ 12 ᠳᠠᠩᠰᠠᠯᠠᠭᠤᠯᠤᠭᠰᠠᠨ ᠲᠠᠸᠠᠷ ᠤᠨ ᠲᠡᠮᠳᠡᠭ ᠲᠡᠶ ᠪᠣᠯᠵᠠᠶ ᠃ ᠤᠯᠤᠰ ᠤᠨ ᠦᠶᠯᠡᠳᠪᠦᠷᠢ ᠬᠤᠳᠠᠯᠳᠤᠭᠠᠨ ᠤ ᠲᠣᠪᠴᠢᠶ᠎ᠠ ᠶᠠᠭ 6 ᠲᠠᠸᠠᠷ ᠤᠨ ᠲᠡᠮᠳᠡᠭ ᠳᠠᠩᠰᠠᠯᠠᠭᠤᠯᠵᠤ ᠳᠠᠩᠰᠠᠯᠠᠭ ᠤᠯᠵᠤ ᠪᠠᠶᠢᠨ᠎ᠠ ᠃ ᠡᠭᠦᠨ ᠳᠦ ᠳᠠᠩᠰᠠᠯᠠᠭᠤᠯᠤᠭᠰᠠᠨ ᠲᠠᠸᠠᠷ ᠤᠨ ᠲᠡᠮᠳᠡᠭ ᠣᠨ 《 ᠳ᠋ᠦᠩ ᠯᠢ ᠬᠣᠨᠢᠨ ᠲᠣᠯᠣᠭᠠᠶ 》 ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠵᠤ ᠦᠶᠯᠡᠳᠪᠦᠷᠢ ᠬᠤᠳᠠᠯᠳᠤᠭᠠᠨ ᠤ ᠲᠣᠪᠴᠢᠶ᠎ᠠ ᠳᠤ ᠥᠪᠥᠷ ᠮᠣᠩᠭᠣᠯ ᠤᠨ ᠨᠡᠷᠡᠲᠦ ᠲᠠᠸᠠᠷ ᠤᠨ ᠲᠡᠮᠳᠡᠭ ᠢᠶᠡᠷ ᠦᠨᠡᠯᠡᠭᠳᠡᠵᠦ ᠂ ᠲᠡᠷᠡᠴᠢᠯᠡᠨ ᠲᠤᠰ ᠲᠠᠸᠠᠷ ᠤᠨ ᠲᠡᠮᠳᠡᠭ ᠨᠢ ᠨᠢᠭᠡᠨᠲᠡ ᠤᠯᠤᠰ ᠤᠨ ᠦᠢᠯᠡᠳᠪᠦᠷᠢ ᠬᠤᠳᠠᠯᠳᠤᠭᠠᠨ ᠤ ᠶᠡᠷᠦᠩᠬᠡᠢ ᠲᠣᠪᠴᠢ ᠶᠠ ᠠᠴᠠ ᠳᠤᠮᠳᠠᠳᠤ ᠤᠯᠤᠰ ᠤᠨ ᠨᠡᠷᠡᠲᠦ ᠲᠠᠸᠠᠷ ᠤᠨ ᠲᠡᠮᠳᠡᠭ ᠢ ᠭᠤᠶᠤᠴᠢᠯᠠᠵᠤ᠂ ︽ᠬᠠᠨᠱᠠᠠ︾ᠲᠠᠸᠠᠷ ᠤᠨ ᠲᠡᠮᠳᠡᠭ ᠨᠢ ᠤᠯᠠᠭᠠᠨᠬᠠᠳᠠ ᠬᠣᠲᠠ ᠶᠢᠨ ᠨᠡᠷᠡᠲᠦ ᠲᠠᠸᠠᠷ ᠤᠨ ᠲᠡᠮᠳᠡᠭ ᠢᠶᠡᠷ ᠦᠨᠡᠯᠡᠭᠳᠡᠪᠡ᠃ ᠳ᠋ᠦᠩ ᠷᠦᠩ ᠺᠣᠮᠫᠠᠨᠢ 2016 ᠣᠨ ᠠᠴᠠ ᠡᠬᠢᠯᠡᠨ ᠨᠣᠣᠯᠤᠷ ᠤᠨ ᠲᠠᠸᠠᠷ ᠤᠨ ᠲᠡᠮᠳᠡᠭ ᠣᠨ ᠨᠡᠷᠡᠲᠦ ᠲᠡᠮᠳᠡᠭᠲᠦ ᠶᠢ ᠪᠣ ᠶᠢᠵᠢᠭᠤᠯᠵᠤ ᠂ 2020 ᠣᠨ ᠪᠣᠯᠬᠤ ᠳᠤ ᠺᠣᠮᠫᠠᠨᠢ ᠳᠤ 《 ᠳ᠋ᠦᠩ ᠯᠢ ᠬᠣᠨᠢᠨ ᠲᠣᠯᠣᠭᠠᠶ 》 ᠶᠢᠨ ᠨᠡᠷᠡᠲᠦ ᠲᠠᠸᠠᠷ ᠤᠨ ᠲᠡᠮᠳᠡᠭ ᠨᠢᠭᠡ ᠂ ᠨᠡᠷᠡᠲᠦ ᠲᠠᠸᠠᠷ ᠤᠨ ᠲᠡᠮᠳᠡᠭ ᠨᠢᠭᠡ ᠪᠠᠶᠬᠤ ᠂ ᠨᠡᠷᠡᠲᠦ ᠲᠠᠸᠠᠷ ᠤᠨ ᠲᠡᠮᠳᠡᠭ ᠭᠤᠷᠪᠠ ᠃
ᠳ᠋ᠦᠩ ᠷᠦᠩ ᠪᠦᠯᠦᠭᠯᠡᠯ ᠦᠨ ᠡᠵᠡᠩᠨᠡᠯᠲᠡ ᠶᠢᠨ ᠣᠨᠴᠠᠯᠢᠭ ᠪᠣᠯ ᠪᠣᠬᠢᠷᠲᠤᠯ ᠦᠭᠡᠢ ᠲᠠᠷᠢᠶᠠᠯᠠᠩ ᠤᠨ ᠪᠦᠲᠦᠭᠡᠭᠳᠡᠬᠦᠨ ᠮᠠᠯ ᠤᠨ ᠠᠰᠢᠭ ᠰᠢᠮ᠎ᠡ ᠪᠡᠷ ᠲᠦᠭᠦᠬᠡᠶ ᠮᠠᠲ᠋ᠧᠷᠢᠶᠠᠯ ᠪᠣᠯᠭᠠᠵᠤ ᠂ ᠨᠢᠭᠡ ᠮᠠᠯᠵᠢᠯ ᠨᠢᠭᠡ ᠡᠷᠦᠬᠡ ᠶᠢᠨ ᠲᠠᠷᠠᠬᠠᠶ ᠡᠵᠡᠩᠨᠡᠯᠲᠡ ᠶᠢ ᠵᠣᠬᠢᠶᠠᠨ ᠪᠠᠶᠢᠭᠤᠯᠵᠤ ᠂ ᠤᠯᠠᠮᠵᠢᠯᠠᠯᠲᠤ ᠦᠨᠳᠦᠰ ᠦᠲᠡᠨ ᠦ ᠲᠡᠵᠢᠭᠡᠨ ᠦᠷᠡᠵᠢᠭᠦᠯᠬᠦ ᠦᠢᠯᠡᠰ ᠦᠨ ᠲᠣᠭᠣᠷᠢᠨ ᠳᠤ ᠂ ᠪᠡᠶ᠎ᠡ ᠪᠡᠨ ᠳᠠᠭᠠᠭᠠᠭᠰᠠᠨ ᠥᠪᠡᠷᠮᠢᠴᠡ ᠴᠢᠨᠠᠷ ᠰᠠᠶᠢᠲᠠᠶ ᠦᠢᠯᠡᠳᠬᠦᠨ ᠢ ᠡᠭᠦᠳᠦᠨ ᠪᠠᠶᠢᠭᠤᠯᠵᠤ ᠂ ᠮᠠᠯᠴᠢᠨ ᠲᠠᠷᠢᠶᠠᠴᠢᠨ ᠪᠣᠯᠤᠨ ᠠᠵᠤ ᠠᠬᠤᠶᠢᠯᠠᠯ ᠤᠨ ᠠᠰᠢᠭ ᠲᠤᠰᠠ ᠶᠢᠨ ᠬᠠᠮᠲᠤᠷᠠᠭᠰᠠᠨ ᠠᠵᠤ ᠦᠢᠯᠡᠰ ᠦᠨ ᠰᠢᠰᠲ᠋ ᠧᠮ ᠢ ᠬᠦᠴᠦᠯᠡᠨ ᠪᠠᠶᠢᠭᠤᠯᠵᠤ ᠂ ᠬᠣᠪᠣᠷ ᠴᠤᠬᠠᠭ ᠢᠮᠠᠭᠠᠨ ᠨᠣᠣᠯᠤᠷ ᠤᠨ ᠡᠬᠢ ᠪᠠᠶᠠᠯᠢᠭ ᠢᠶᠠᠷ ᠳᠡᠭᠡᠰᠦ ᠲᠡᠰ ᠤᠨ ᠂ ᠴᠠᠭ ᠣᠨ ᠤᠷᠤᠰᠬᠠᠯ ᠢ ᠳᠠᠭᠠᠭᠰᠠᠨ ᠨᠣᠣᠯᠤᠷ ᠤᠨ ᠬᠤᠪᠴᠠᠰᠤ ᠬᠤᠨᠠᠷ ᠵᠢᠴᠢ ᠬᠤᠪᠴᠠᠰᠤ ᠵᠠᠰᠠᠯ ᠢ ᠤᠯᠤᠰ ᠠᠴᠠ ᠳᠣᠲᠣᠭᠠᠳᠤ ᠭᠠᠳᠠᠭᠠᠳᠤ ᠶᠢᠨ ᠵᠠᠬ᠎ᠠ ᠳᠡᠯᠭᠡᠭᠦᠷ ᠢ ᠬᠠᠩᠭᠠᠵᠤ ᠂ ᠳᠡᠭᠡᠰᠦ ᠲᠡᠰ ᠤᠨ ᠨᠣᠣᠯᠤᠷ ᠤᠨ ᠨᠡᠬᠡᠮᠡᠯ ᠦᠨ ᠦᠶᠯᠡᠳᠬᠦᠨ ᠦ ᠪᠦᠬᠦ ᠶᠠᠪᠤᠴᠠ ᠶᠢ ᠪᠣᠬᠢᠷᠲᠤᠯ ᠦᠭᠡᠢ ᠦᠶᠯᠡᠳᠬᠦ ᠶᠢ ᠪᠡᠶᠡᠯᠡᠭᠦᠯᠪᠡ ᠃ 2016 ᠣᠨ ᠳᠤ ᠺᠣᠮᠫᠠᠨᠢ ᠤᠯᠠᠭᠠᠨᠬᠠᠳᠠ ᠬᠣᠲᠠ ᠶᠢᠨ ᠪᠠᠭᠠᠷᠢᠨ ᠪᠠᠷᠠᠭᠤᠨ ᠬᠣᠰᠢᠭᠤᠨ ᠤ ᠴᠠᠭᠠᠨ ᠮᠥᠷᠡᠨ ᠰᠤᠮᠤᠨ ᠳᠤ ᠤᠯᠠᠭᠠᠨᠬᠠᠳᠠ ᠶᠢᠨ ᠳ᠋ᠦᠩ ᠷᠦᠩ ᠢᠮᠠᠭᠠᠨ ᠨᠣᠣᠯᠤᠷ ᠤᠨ ᠢᠮᠠᠭ᠎ᠠ ᠲᠡᠵᠢᠭᠡᠨ ᠦᠷᠡᠵᠢᠭᠦᠯᠬᠦ ᠲᠤᠰᠬᠠᠶ ᠬᠣᠷᠰᠢᠶ᠎ᠠ ᠪᠠ ᠶᠢᠭᠤᠯᠪᠠ ᠃ ᠬᠣᠷᠰᠢᠶ᠎ᠠ ᠨᠢ ᠪᠠᠭᠠᠷᠢᠨ ᠪᠠᠷᠠᠭᠤᠨ ᠬᠣᠰᠢᠭᠤ ᠪᠠᠷ ᠲᠥᠪ ᠪᠣᠯᠭᠠᠵᠤ ᠂ ᠣᠷᠭᠠᠨᠢᠭ ᠪᠣᠬᠢᠷᠲᠤᠯ ᠦᠭᠡᠢ ᠨᠣᠣᠯᠤᠷ ᠤᠨ ᠠᠵᠤ ᠦᠢᠯᠡᠰ ᠢ ᠪᠠᠶᠢᠭᠤᠯᠵᠤ ᠂ ᠤᠯᠠᠭᠠᠨᠬᠠᠳᠠ ᠶᠢᠨ ᠬᠣᠶᠢᠲᠤ ᠬᠡᠰᠡᠭ ᠦᠨ ᠲᠠᠯ᠎ᠠ ᠨᠤᠲᠤᠭ ᠢ ᠨᠥᠯᠥᠭᠡᠯᠡᠭᠰᠡᠨ ᠮᠠᠯᠴᠢᠳ ᠤᠨ ᠬᠣᠨᠢ ᠲᠡᠵᠢᠭᠡᠬᠦ ᠡᠷᠦᠬᠡ ᠢᠮᠠᠭᠠᠨ ᠨᠣᠯᠤᠸᠷ ᠬᠤᠳᠠᠯᠳᠤᠨ ᠠᠪᠬᠤ ᠪᠠ ᠪᠣᠷᠣᠯᠠᠭᠤᠯᠬᠤ ᠠᠵᠢᠯ ᠬᠢᠵᠦ᠂ ᠤᠯᠤᠰ ᠤᠨ ᠨᠠᠷᠢᠯᠢᠭ ᠣᠨᠣᠴᠠᠲᠠᠶ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢ ᠴᠤᠸᠷᠢᠶᠠᠲᠤᠨ ᠳᠠᠭᠠᠨ᠎ᠠ᠃ ᠨᠡᠶᠢᠲᠡ 5 ᠳ᠋ᠦᠩᠰᠢᠭᠤᠷ ᠲᠥᠭᠥᠷᠢᠭ ᠠᠷᠠᠳ ᠤᠨ ᠵᠣᠭᠣᠰ ᠬᠤᠳᠠᠯᠳᠤᠨ ᠠᠪᠴᠤ ᠂ 1500 ᠲᠣᠨ ᠢᠮᠠᠭᠠᠨ ᠨᠣᠸᠯᠣᠭᠤᠷ ᠬᠤᠳᠠ ᠯᠳᠤᠨ ᠠᠪᠴᠠᠶ ᠃ ᠠᠰᠢᠭ ᠣᠷᠣᠯᠭ᠎ᠠ ᠶᠢᠨ ᠮᠠᠯᠴᠢᠨ ᠡᠷᠦᠬᠡ 8500 ᠭᠠᠷᠤᠶ ᠡᠷᠦᠬᠡ ᠳᠦ ᠬᠦᠷᠴᠦ ᠂ 2017 ᠣᠨ ᠤ 2 ᠰᠠᠷ᠎ᠠ ᠳᠤ ᠺᠣᠮᠫᠠᠨ ᠢ ᠹᠷᠠᠨᠼᠢ ᠶᠢᠨ ᠣᠯᠠᠨ ᠤᠯᠤᠰ ᠤᠨ ᠠᠮᠢ ᠠᠬᠤᠶ ᠶᠢᠨ ᠭᠡᠷᠡᠴᠢᠯᠡᠯ ᠦᠨ ᠲᠥᠪ ︵ ECOCERT ︶ ᠡᠴᠡ ᠧᠦ᠋ᠷᠣᠫᠠ ᠲᠢᠪ ᠦᠨ ᠤᠯᠤᠰ ᠤᠳ ᠤᠨ ᠬᠣᠯᠪᠣᠭ᠎ᠠ ᠶᠢᠨ ᠪᠠᠷᠢᠮᠵᠢᠶ᠎ᠠ ︽ ᠣᠷᠭᠠᠨᠢᠭ ᠨᠣᠯᠤᠸᠷ ᠤᠨ ᠣᠯᠠᠨ ᠤᠯᠤᠰ ᠤᠨ ᠭᠡᠷᠡᠴᠢᠯᠡᠯ ︵ GOTS ︶ ︾ ᠢ ᠣᠯᠭᠣᠪᠠ ᠃